ᠲᠠᠯᠴᠢᠷ

  • ᠨᠢᠭᠤᠷ ᠬᠠᠭᠤᠳᠠᠰᠤ
  • ᠬᠥᠳᠡᠯᠦᠯ
  • ᠭᠡᠰᠢᠭᠦᠳ
  • ᠪᠦᠯᠦᠭ
  • ᠶᠠᠷᠢᠯᠴᠠᠯᠭᠠ

ᠮᠣᠩᠭᠣᠯ ᠪᠢᠴᠢᠭ ᠦᠨ ᠪᠢᠴᠢᠬᠦ ᠠᠷᠭᠠ (Монгол бичгээр бичих заавар)

2012 ᠣᠨ 1 ᠰᠠᠷᠠᠠ 29 ᠡᠳᠦᠷ᠂ ᠠᠩᠭᠢᠯᠠᠯ᠄ ᠠᠩᠭᠢᠯᠠᠯ ᠦᠭᠡᠢ

ᠨᠢᠭᠡ᠂ ᠳᠠᠷᠤᠪᠴᠢ ᠶᠢᠨ ᠪᠠᠢᠷᠢᠰᠢᠯ᠃
ᠴᠢᠭᠯᠡᠭᠦᠷ ᠢᠶᠡᠷ ᠳᠡᠯᠭᠡᠴᠡ ᠶᠢᠨ ᠪᠠᠷᠠᠭᠤᠨ ᠳᠡᠭᠡᠷᠡᠡ ᠥᠨᠴᠦᠭ ᠲᠦ ᠪᠠᠢᠷᠢᠯᠠᠬᠤ JG ᠭᠡᠰᠡᠨ ᠦᠰᠦᠭ ᠢ ᠳᠡᠭᠡᠷᠡᠡ ᠵᠢᠭᠠᠬᠤ ᠳᠤ ᠣᠭ JG ᠭᠡᠰᠡᠨ ᠳᠠᠷᠤᠪᠴᠢ ᠶᠢᠨ ᠳᠣᠤᠷᠠᠠ ᠨᠢ ᠬᠡᠳᠦᠨ ᠳᠠᠷᠤᠪᠴᠢ ᠨᠡᠮᠡᠭᠳᠡᠵᠦ ᠢᠯᠡᠷᠡᠨᠡᠡ (ᠳᠠᠷᠠᠭᠠᠴᠢ ᠳᠤ JG ᠲᠣᠪᠶᠤᠭ ᠭᠡᠨᠡᠡ )᠃ ᠴᠢᠭᠯᠡᠭᠦᠷ ᠢ ᠰᠢᠯᠵᠢᠭᠦᠯᠦᠨ ᠺᠢᠪᠤᠷᠳ᠋ ᠭᠡᠰᠡᠨ ᠳᠠᠷᠤᠪᠴᠢ ᠶᠢ ᠵᠢᠭᠠᠯᠠᠭᠪᠠᠯ᠂ ᠮᠣᠩᠭᠣᠯ ᠦᠰᠦᠭ ᠦᠨ ᠠᠪᠢᠶᠠᠨ ᠤ ᠯᠠᠲ᠋ᠢᠨ ᠦᠰᠦᠭ ᠲᠡᠢ ᠬᠠᠷᠠᠭᠠᠯᠵᠠᠭᠰᠠᠨ ᠬᠦᠰᠦᠨᠦᠭᠲᠦ ᠬᠠᠷᠠᠭᠳᠠᠬᠤ ᠪᠣᠯᠤᠨᠠᠠ᠃ ᠡᠨᠡ ᠬᠠᠷᠠᠭᠠᠯᠵᠠᠭᠰᠠᠨ ᠪᠠᠢᠷᠢᠰᠢᠯ ᠨᠢ ᠶᠡᠭᠡ ᠲᠥᠯᠦᠪ ᠮᠣᠩᠭᠣᠯ ᠤᠯᠤᠰ ᠬᠡᠷᠡᠭᠯᠡᠭᠳᠡᠵᠦ ᠪᠠᠢᠭᠠ᠂ ᠮᠣᠩᠭᠣᠯ ᠦᠰᠦᠭ ᠢ ᠯᠠᠲ᠋ᠢᠨ ᠦᠰᠦᠭ ᠢᠶᠡᠷ ᠲᠡᠮᠳᠡᠭᠯᠡᠬᠦ ᠪᠠᠵᠢᠮᠵᠢᠶᠠᠠ ᠶᠢ ᠳᠠᠭᠠᠭᠠᠵᠤ ᠪᠠᠢᠭᠠ ᠶᠤᠮ᠃ ᠡᠭᠦᠨ ᠳᠦ᠂ ᠥ (6 oe) ᠦ (᠗ ᠦ) ᠬᠣᠶᠠᠷ ᠠᠪᠢᠶᠠᠠ ᠶᠢ ᠰᠢᠪᠡᠬᠦ ᠦᠶᠠᠰ᠂ ᠦᠭᠡ ᠶᠢᠨ ᠴᠢᠨᠠᠷ ᠨᠢ (ᠴᠠᠩᠭᠠ ᠬᠥᠨᠳᠡᠢ ᠨᠢ) ᠲᠣᠭᠲᠠᠭᠰᠠᠨ ᠲᠠᠷᠠᠭᠠ e ᠲᠠᠷᠤᠪᠴᠢ ᠶᠢ ᠳᠠᠷᠤᠬᠤ ᠶᠢ ᠱᠠᠭᠠᠷᠳᠠᠬᠤ ᠦᠭᠡᠢ᠃ ᠵᠢᠱᠢᠶᠡᠡ᠄ ᠢᠷᠡᠬᠦ ᠶᠢ irehu ᠂ ᠬᠠᠷᠢᠨ irehue ᠭᠡᠵᠦ ᠰᠢᠪᠡᠬᠦ ᠬᠡᠷᠡᠭ ᠦᠭᠡᠢ᠃ ᠤᠴᠢᠷ ᠨᠢ ire ᠬᠦᠷᠲᠡᠯᠡᠡ ᠰᠢᠪᠡᠬᠦ ᠦᠶᠡᠰ ᠦᠰᠦᠭ ᠴᠢᠨᠠᠷ ᠨᠢᠭᠡᠨᠳᠡ ᠲᠣᠭᠲᠠᠭᠰᠠᠨ ᠪᠣᠯ ᠪᠣᠯᠬᠤᠷ ᠬᠠᠮᠤᠭ ᠰᠡᠭᠦᠯ ᠦᠨ e ᠳᠠᠷᠤᠪᠴᠢ ᠶᠢ ᠳᠠᠷᠤᠬᠤ ᠬᠡᠷᠡᠭ ᠦᠭᠡᠢ ᠪᠠᠢᠳᠠᠭ᠃ ᠬᠡᠷᠪᠡ ᠲᠠ ᠡᠭᠦᠨ ᠳᠦ ᠳᠤᠷᠠᠠ ᠦᠭᠡᠢ ᠪᠣᠯ JG ᠲᠣᠪᠶᠤᠭ ᠤᠨ (ᠲᠣᠪᠶᠤᠭ menu) ᠬᠣᠶᠠᠳᠤᠭᠠᠷ ᠳᠠᠷᠤᠪᠴᠢ ᠪᠠᠷ ᠰᠡᠯᠭᠦᠵᠦ (switch) ᠪᠣᠯᠤᠨᠠᠠ᠃ ᠱ ᠡᠭᠡᠰᠢᠭ ᠢ sy ᠰᠢᠪᠡᠳᠡᠭ ᠨᠢ᠂ ᠮᠣᠩᠭᠣᠯ ᠬᠡᠯᠡᠨ ᠳᠤ 《ᠰ》 ᠡᠭᠡᠰᠢᠭ ᠦᠨ ᠳᠠᠷᠠᠭᠠ 《ᠬ》 ᠡᠭᠡᠰᠢᠭ ᠣᠷᠤᠭᠰᠠᠨ ᠠᠷᠪᠢᠨ ᠪᠠᠢᠳᠠᠭ ᠪᠣᠯᠬᠤᠷ sh ᠬᠣᠶᠠᠷ ᠢ ᠬᠡᠷᠡᠭᠯᠡᠭᠰᠡᠨ ᠦᠭᠡᠢ᠃ (ᠬᠠᠷᠢᠨ 《ᠰ》 ᠡᠭᠡᠰᠢᠭ ᠦᠨ ᠳᠠᠷᠠᠭᠠ 《ᠶ》 ᠡᠭᠡᠰᠢᠭ ᠣᠷᠤᠭᠰᠠᠨ ᠮᠣᠩᠭᠣᠯ ᠦᠭᠡᠨ ᠳᠦ ᠪᠠᠢᠳᠠᠭ ᠦᠭᠡᠢ ᠪᠢᠯᠠ)
ᠬᠣᠶᠠᠷ᠂ ᠲᠠᠢᠨ ᠢᠯᠭᠠᠯ ᠣᠯᠠᠨ ᠲᠣᠭᠠᠨ ᠤ ᠨᠥᠬᠦᠴᠡᠯ ᠢ ᠰᠢᠪᠡᠬᠦ ᠠᠷᠭᠠ᠃
ᠲᠡᠢᠨ ᠢᠯᠭᠠᠯ ᠢ ᠰᠢᠪᠡᠬᠦ ᠦᠶᠡᠰ᠂ ᠲᠠᠭᠠᠪᠤᠷᠢ ᠵᠠᠯᠭᠠᠬᠤ ᠭᠡᠵᠦ ᠪᠠᠢᠭᠠ ᠦᠰᠦᠭ ᠦᠨ ᠳᠠᠷᠠᠭᠠ ᠵᠠᠢ ᠠᠪᠤᠯ ᠦᠭᠡᠢ ᠶᠠᠭ ᠳᠠᠷᠠᠭᠠ ᠨᠢ 《-》 ᠳᠠᠷᠤᠪᠴᠢ ᠶᠢ ᠨᠢᠭᠡ ᠳᠠᠷᠤᠭᠠᠳ ᠪᠠᠰᠠ ᠵᠠᠢ ᠠᠪᠤᠯ ᠦᠭᠡᠢ ᠲᠡᠢᠨ ᠢᠯᠭᠠᠯ ᠢ ᠪᠢᠴᠢᠭᠡᠷᠡᠢ᠃ 《-》 ᠨᠢ NNBSP (unicode 202F) ᠰᠢᠪᠡᠵᠦ ᠪᠠᠢᠭᠠ᠃ 《-》 ᠳᠠᠷᠤᠭᠰᠠᠨ ᠳᠠᠷᠠᠭᠠ ᠬᠠᠪᠰᠣᠷᠤᠭᠴᠢ ᠴᠣᠩᠬᠤᠨ ᠳᠤ ᠲᠤᠬᠠᠢ ᠶᠢᠨ ᠦᠭᠡᠨ ᠳᠦ ᠵᠠᠯᠭᠠᠵᠤ ᠪᠣᠯᠬᠤ ᠲᠡᠢᠨ ᠢᠯᠭᠠᠯ ᠤᠳ ᠢᠯᠡᠷᠡᠬᠦ ᠪᠣᠯᠤᠨᠠᠠ᠃ ᠰᠢᠭᠤᠳ ᠳ᠋ᠣᠭᠠᠷ ᠢ ᠨᠢ ᠳᠠᠷᠤᠵᠤ ᠰᠣᠩᠭᠤᠭᠰᠠᠨ ᠴᠤ ᠪᠣᠯᠤᠨᠠᠠ᠃ ᠵᠢᠱᠢᠶᠡᠡ᠄ ᠬᠦᠮᠦᠨ ᠤ (huemun-u)᠂ ᠮᠣᠩᠭᠣᠯ ᠤᠨ(monggol-un)᠂ ᠦᠭᠡ ᠶᠢᠨ(uege-yin) ᠭᠡᠬᠦ ᠮᠡᠲᠦ᠃ (JG ᠲᠣᠪᠶᠤᠭ ᠪᠣᠯᠤᠨ ᠬᠠᠪᠰᠣᠷᠤᠭᠴᠢ ᠴᠣᠩᠬᠤ ᠶᠢ ᠬᠡᠷᠡᠭᠯᠡᠭᠴᠢ ᠬᠤᠯᠤᠭᠠᠨᠠᠠ ᠪᠠᠷ ᠴᠢᠷᠴᠤ ᠥᠪᠡᠷ ᠦᠨ ᠬᠦᠰᠡᠭᠰᠡᠨ ᠪᠠᠢᠷᠢᠨ ᠳᠤ ᠰᠢᠯᠵᠢᠬᠦᠯᠬᠦ ᠪᠣᠯᠤᠨᠠᠠ᠃)
ᠭᠤᠷᠪᠠ᠂ ᠴᠠᠴᠤᠯᠭᠠ ᠶᠢᠨ ᠪᠢᠴᠢᠬᠦ ᠠᠷᠭᠠ᠃
᠊᠊ᠭᠠ(ga)᠂ ᠊ᠬᠠ(ha)᠂ ᠊ᠨᠠᠠ(n_a, n_e, naa,nee ᠴᠠᠩᠭᠠ ᠬᠥᠨᠳᠡᠢ ᠢᠯᠭᠠᠨᠠᠠ᠂ ᠳᠣᠷᠤᠭᠰᠢ ᠠᠳᠠᠯᠢ)᠂ ᠊ᠯᠠᠠ(l_a, l_e, laa, lee) ᠊ᠶᠠᠠ(y_a, y_e, yaa, yee) ᠭᠡᠬᠦ ᠮᠡᠲᠦ ᠪᠣᠯᠤᠨᠠᠠ᠃ 《_》 ᠨᠢ MVS (ᠡᠭᠡᠰᠢᠭ ᠰᠠᠯᠭᠠᠭᠴᠢ) ᠰᠢᠪᠡᠵᠦ ᠪᠠᠢᠨᠠᠠ᠃ ᠠᠩ᠊᠊ᠬᠠᠷ᠂ ᠪᠠᠷᠢᠮᠵᠢᠶᠠᠠ ᠨᠢ x_[ae] ᠂ ᠦᠭᠡ ᠶᠢᠨ ᠡᠴᠦᠰ ᠲᠦ ᠬᠣᠶᠠᠷ ᠠ ᠪᠤᠶᠤ ᠬᠣᠶᠠᠷ ᠡ ᠪᠡᠷ ᠴᠡᠴᠦᠯᠭᠠ ᠣᠷᠤᠭᠤᠯᠬᠤ ᠨᠢ ᠲᠠᠯᠴᠢᠷ ᠬᠡᠷᠡᠭᠯᠡᠭᠴᠢ ᠳᠡᠭᠡᠨ ᠳᠥᠬᠦᠮ ᠦᠵᠡᠭᠦᠯᠬᠦ ᠶᠢᠨ ᠲᠥᠯᠦᠭᠡ ᠨᠡᠮᠡᠭᠰᠡᠨ ᠶᠤᠮ᠂ ᠪᠢ ᠥᠪᠡᠷ ᠢᠶᠡᠨ MVS ᠪᠣᠯ ᠢᠯᠡᠭᠦᠴᠡ ᠭᠡᠵᠦ ᠦᠵᠡᠳᠡᠭ ᠡᠴᠡ MVS ᠬᠡᠷᠡᠭᠯᠡᠭᠰᠡᠨ ᠦᠭᠡᠢ᠃ ᠲᠠᠯᠴᠢᠷ ᠲᠤ ᠬᠣᠶᠠᠭᠤᠯᠠ ᠶᠢ ᠬᠡᠷᠡᠭᠯᠡᠵᠦ ᠪᠣᠯᠤᠨᠠᠠ᠂ ᠭᠡᠷᠡᠭᠯᠡᠭᠴᠢ ᠥᠪᠡᠷ ᠢᠶᠡᠨ ᠰᠣᠩᠭᠤᠵᠤ ᠬᠡᠷᠡᠭᠯᠡᠭᠡᠷᠡᠢ!
ᠳᠦᠷᠪᠡ᠂ FVS1,FVS2,FVS3 (ᠴᠢᠯᠦᠭᠡᠲᠦ ᠳᠦᠷᠰᠦ ᠰᠣᠩᠭᠤᠭᠴᠢ)᠃
ᠵᠠᠷᠢᠮ ᠦᠰᠦᠭ ᠶᠢᠨ ᠵᠠᠷᠢᠮ ᠳᠦᠷᠰᠦ ᠢᠭ ᠭᠠᠷᠭᠠᠬᠤ ᠳᠤ ᠳᠦᠷᠰᠦ ᠰᠣᠩᠭᠤᠭᠴᠢ ᠬᠡᠷᠡᠭᠲᠡᠢ᠃ ᠵᠢᠱᠢᠶᠡᠯᠪᠡᠯ᠄ ᠡᠳ᠋ (ed’)᠂ ᠳ᠋ᠦᠩᠨᠡᠯᠲᠡ(d’uenelde)᠃ ᠵᠥᠪ ᠠᠪᠢᠶᠠᠯᠠᠨ ᠪᠢᠴᠢᠭᠡᠳ ᠲᠠᠨ ᠬᠦᠰᠡᠵᠦ ᠪᠠᠢᠭᠠ ᠦᠰᠦᠭ ᠢᠯᠡᠷᠡᠬᠦ ᠦᠭᠡᠢ ᠪᠣᠯ ᠺᠠᠰᠤᠯ ᠢ (ᠦᠰᠦᠭ ᠰᠢᠪᠡᠬᠦ ᠪᠠᠢᠷᠢᠰᠢᠯ ᠢ ᠢᠯᠡᠳᠬᠡᠬᠦ ᠭᠢᠯᠠᠰᠤᠨ ᠬᠠᠷᠠᠭᠳᠠᠬᠤ ᠵᠢᠷᠤᠭᠠᠰᠤ) ᠳᠦᠷᠰᠦ ᠬᠤᠪᠢᠷᠠᠭᠠᠬᠤ ᠭᠡᠵᠦ ᠪᠠᠢᠭᠠ ᠡᠭᠡᠰᠢᠭ ᠤᠨ ᠠᠷᠤ ᠳᠤ ᠠᠪᠤᠭᠠᠴᠠᠵᠤ ᠴᠢᠯᠦᠭᠡᠲᠦ ᠳᠦᠷᠰᠦ ᠰᠣᠩᠭᠤᠭᠴᠢ ᠶᠢ ᠣᠷᠤᠭᠤᠯᠵᠤ ᠦᠵᠡᠭᠡᠷᠡᠢ᠅

ᠺᠢᠷᠢᠯ ᠵᠢᠭᠠᠪᠤᠷᠢ ᠶᠢ ᠪᠢᠴᠢᠭᠰᠠᠨ ᡀᠠᠬᠪᠠᠰᠦ᠋ᠷᠦᠩ ᠭᠤᠸᠠᠢ ᠳᠤ ᠲᠠᠯᠠᠷᠬᠠᠵᠤ ᠪᠠᠢᠨᠠᠠ᠃

6 ᠰᠢᠭᠦᠮᠵᠢ ᠲᠡᠢ

ᠲᠠᠯᠴᠢᠷ ᠤᠨ ᠲᠤᠬᠠᠢ

2012 ᠣᠨ 1 ᠰᠠᠷᠠᠠ 14 ᠡᠳᠦᠷ᠂ ᠠᠩᠭᠢᠯᠠᠯ᠄ ᠰᠤᠹᠲ

《ᠲᠠᠯᠴᠢᠷ》 ᠭᠡᠳᠡᠭ ᠨᠢ 《ᠲᠠᠯᠠᠠ ᠴᠢᠷᠠᠢ》 ᠭᠡᠰᠡᠨ ᠬᠣᠶᠠᠷ ᠦᠭᠡ ᠢ ᠨᠡᠢᠯᠡᠬᠦᠯᠵᠦ ᠪᠥᠳᠦᠭᠡᠭᠰᠡᠨ ᠨᠡᠷᠡᠡ ᠶᠤᠮ᠃
ᠲᠠᠯᠴᠢᠷ ᠪᠣᠯ ᠨᠢᠭᠡᠨ ᠮᠣᠩᠭᠣᠯ ᠬᠡᠯᠡᠨ ᠦ ᠰᠦᠯᠵᠢᠶᠡᠨ ᠨᠠᠢᠭᠡᠮ ᠤᠨ ᠦᠢᠯᠡᠴᠢᠯᠡᠭᠡ (SNS)᠃ ᠡᠨᠳᠡ ᠬᠦᠮᠦᠰ ᠥᠪᠡᠷ ᠢᠭ ᠢᠶᠡᠨ ᠢᠯᠡᠳᠬᠡᠵᠦ ᠪᠣᠯᠤᠨᠠᠠ᠂ ᠰᠤᠷᠠᠭ ᠴᠢᠮᠡᠭᠡ ᠪᠤᠰᠤᠳ ᠲᠠᠢ ᠬᠤᠪᠢᠶᠠᠯᠴᠠᠵᠤ ᠪᠣᠯᠤᠨᠠᠠ᠃ ᠶᠠᠮᠠᠷ ᠨᠢᠭᠡᠨ ᠰᠡᠳᠦᠪ ᠦᠨ ᠲᠤᠬᠠᠢ ᠬᠦᠮᠦᠰ ᠲᠠᠢ ᠶᠠᠷᠢᠯᠴᠠᠵᠤ᠂ ᠰᠠᠨᠠᠯ ᠢᠶᠠᠨ ᠰᠣᠯᠢᠯᠴᠠᠵᠤ ᠪᠣᠯᠤᠨᠠᠠ᠃ ᠡᠯᠡᠡ ᠵᠦᠢᠯ ᠦᠨ ᠪᠦᠯᠦᠭ ᠪᠠᠢᠭᠤᠯᠤᠵᠤ᠂ ᠰᠤᠷᠠᠭ ᠴᠢᠮᠡᠭᠡ ᠢᠭ ᠪᠦᠯᠦᠭ ᠦᠨ ᠭᠡᠰᠢᠭᠦᠳ ᠲᠠᠢ ᠪᠠᠨ ᠬᠤᠪᠢᠶᠠᠯᠴᠠᠵᠤ ᠪᠣᠯᠤᠨᠠᠠ᠃
ᠲᠠᠯᠴᠢᠷ ᠢ ᠲᠠ ᠶᠠᠮᠠᠷ ᠮᠠᠰᠢᠨ ᠳᠤ ᠴᠤ ᠬᠡᠷᠡᠭᠯᠡᠵᠦ ᠪᠣᠯᠤᠨᠠᠠ᠃ ᠰᠢᠰᠲ᠋ᠧᠮ ᠦᠨ(OS) ᠲᠠᠯᠠᠠ ᠪᠠᠷ ᠣᠳᠤᠬᠠᠨ ᠳᠤ Windows, Mac OS, Linux, iOS, Android ᠵᠡᠷᠭᠡ ᠳᠤ ᠬᠡᠷᠡᠭᠯᠡᠵᠦ ᠪᠣᠯᠤᠨᠠᠠ᠃
ᠭᠡᠬᠦ ᠳᠡᠭᠡᠨ ᠲᠠᠨ ᠳᠤ ᠨᠢᠭᠡᠨ W3C-in ᠪᠠᠷᠢᠮᠵᠢᠶᠠᠠ ᠳᠤ ᠨᠡᠢᠴᠡᠬᠦ ᠬᠥᠲᠦᠪᠴᠢ (Browser) ᠬᠡᠷᠡᠭᠲᠡᠢ᠃ ᠪᠢ ᠥᠪᠡᠷ ᠢᠶᠡᠨ Firefox ᠬᠡᠷᠡᠭᠯᠡᠳᠡᠭ᠃ ᠡᠭᠦᠨ ᠡᠴᠡ ᠭᠠᠳᠠᠨᠠᠠ᠂ Google Chrome, Apple Safari, Microsoft IE ᠵᠡᠷᠭᠡ ᠰᠣᠩᠭᠤᠯᠲᠠ ᠪᠠᠢᠨᠠᠠ᠃
Firefox ᠪᠦᠬᠦ ᠳᠡᠯᠡᠬᠡᠢ ᠳᠦ 37.7% ᠰᠦᠯᠵᠢᠶᠡᠨ ᠬᠡᠷᠡᠭᠯᠡᠭᠴᠢ ᠬᠡᠷᠡᠭᠯᠡᠵᠦ ᠪᠠᠢᠨᠠᠠ᠃ ᠣᠯᠠᠨ ᠵᠦᠢᠯ ᠦᠨ ᠮᠠᠰᠢᠨ ᠳᠤ ᠬᠡᠷᠡᠭᠯᠡᠵᠦ ᠪᠣᠯᠤᠨᠠᠠ᠃ ᠮᠣᠩᠭᠣᠯ ᠤᠯᠤᠰ ᠲᠤ 50% ᠳᠡᠭᠡᠭᠰᠢ ᠬᠦᠮᠦᠰ ᠡᠨᠡ ᠭᠠᠯᠳᠤ ᠦᠨᠡᠭᠡ ᠶᠢ ᠬᠡᠷᠡᠭᠯᠡᠵᠦ ᠪᠠᠢᠭᠠ ᠶᠤᠮ ᠭᠡᠨᠡᠡ᠃ᠲᠠᠯᠴᠢᠷ ᠲᠤ ᠭᠠᠯᠳᠤ ᠦᠨᠡᠭᠡᠨ ᠦ ᠬᠤᠪᠢᠯᠠᠪᠤᠷᠢ ᠶᠢ 3.6-as ᠳᠡᠭᠡᠭᠰᠢ ᠪᠠᠢᠬᠤ ᠱᠠᠭᠠᠷᠳᠠᠭᠳᠠᠨᠠᠠ᠃
Chrome ᠪᠦᠬᠦ ᠳᠡᠯᠡᠬᠡᠢ ᠳᠦ 34.6% ᠰᠦᠯᠵᠢᠶᠡᠨ ᠬᠡᠷᠡᠭᠯᠡᠭᠴᠢ ᠬᠡᠷᠡᠭᠯᠡᠵᠦ ᠪᠠᠢᠨᠠᠠ᠃ Google-in ᠪᠥᠲᠦᠭᠡᠯ᠂ ᠬᠦᠮᠦᠰ ᠬᠤᠷᠳᠤᠨ ᠭᠡᠵᠦ ᠦᠨᠡᠯᠡᠵᠦ ᠪᠠᠢᠨᠠᠠ᠃ ᠪᠢ ᠬᠠᠷᠢᠨ᠂ ᠲᠡᠬᠦᠨ ᠢ ᠬᠦᠴᠦᠷᠬᠡᠭ ᠭᠡᠵᠦ ᠦᠨᠡᠯᠡᠨᠡᠡ᠃ ᠲᠣᠩ ᠰᠠᠢᠨ᠃ ᠲᠠᠯᠴᠢᠷ ᠲᠤ Chrome ᠵᠢᠷᠭᠤᠭᠠ ᠠᠴᠠ ᠳᠡᠭᠡᠭᠰᠢ ᠬᠤᠪᠢᠯᠠᠪᠤᠷᠢ ᠱᠠᠭᠠᠷᠳᠠᠭᠳᠠᠨᠠᠠ᠃
IE ᠪᠦᠬᠦ ᠳᠡᠯᠡᠬᠡᠢ ᠶᠢᠨ ᠰᠦᠯᠵᠢᠶᠡᠨ ᠬᠡᠷᠡᠭᠯᠡᠭᠴᠢ ᠶᠢᠨ ᠲᠤᠮᠳᠠ 20.2% ᠬᠡᠷᠡᠭᠯᠡᠭᠴᠢ ᠬᠡᠷᠡᠭᠯᠡᠵᠦ ᠪᠠᠢᠨᠠᠠ᠃ ᠬᠡᠬᠦ ᠳᠡᠭᠡᠨ ᠬᠢᠲᠠᠳ ᠤᠯᠤᠰ ᠲᠤ 90% ᠳᠡᠭᠡᠭᠰᠢ ᠬᠦᠮᠦᠰ ᠭᠡᠷᠡᠭᠯᠡᠵᠦ ᠪᠠᠢᠭᠠ ᠰᠢᠭ᠃ ᠬᠠᠷᠠᠠ ᠠᠷᠭᠠ ᠪᠠᠷ ᠪᠣᠳᠤᠭᠰᠠᠨ ᠴᠤ ᠮᠡᠳᠡᠵᠦ ᠪᠣᠯᠬᠤ ᠨᠢ IE-in ᠬᠡᠷᠡᠭᠯᠡᠭᠴᠢ ᠶᠡᠬᠡᠩᠬᠢ ᠨᠢ ᠬᠢᠲᠠᠳ ᠴᠥᠮ ᠪᠠᠢᠨᠠᠠ᠃
ᠬᠠᠷᠠᠮᠰᠠᠯᠲᠠᠢ ᠨᠢ IE ᠪᠠᠷᠢᠮᠵᠢᠶᠠᠠ ᠬᠥᠲᠦᠪᠴᠢ ᠪᠢᠰᠢ ᠶᠤᠮ᠃ IE ᠶᠢᠰᠤ ᠡᠴᠡ ᠡᠮᠦᠨᠡᠬᠢ ᠬᠤᠪᠢᠯᠪᠤᠷᠢ ᠳᠤ ᠲᠠᠯᠴᠢᠷ ᠢ ᠰᠢᠭᠤᠳ ᠬᠡᠷᠡᠭᠯᠡᠵᠦ ᠪᠣᠯᠬᠤ ᠦᠭᠡᠢ᠃ ᠬᠡᠷᠡᠭᠯᠡᠭᠴᠢ chrome frame ᠰᠠᠭᠤᠯᠭᠠᠬᠤ ᠴᠢᠬᠤᠯᠠ ᠲᠠᠢ᠃ IE ᠶᠢᠰᠤ ᠡᠴᠡ ᠳᠡᠭᠡᠭᠰᠢ ᠬᠤᠪᠢᠯᠪᠤᠷᠢ ᠳᠤ ᠰᠢᠭᠤᠳ ᠲᠠᠯᠴᠢᠷ ᠭᠡᠷᠡᠭᠯᠡᠵᠦ ᠪᠣᠯᠤᠨᠠᠠ᠃ ᠭᠡᠬᠦ ᠳᠡᠭᠡᠨ ᠲᠡᠷᠡ ᠰᠠᠢᠨ ᠰᠣᠩᠭᠤᠯᠲᠠ ᠪᠢᠰᠢ ᠯᠠ ᠳ᠋ᠡ᠃
Safari ᠪᠦᠬᠦ ᠳᠡᠯᠡᠬᠡᠢ ᠳᠦ 4.2% ᠰᠦᠯᠵᠢᠶᠡᠨ ᠬᠡᠷᠡᠭᠯᠡᠭᠴᠢ ᠬᠡᠷᠡᠭᠯᠡᠵᠦ ᠪᠠᠢᠨᠠᠠ᠃ Mac, iPhone, iPad, iPod touch ᠵᠡᠷᠭᠡ ᠶᠢᠨ ᠥᠭᠭᠦᠭᠳᠡᠮᠡᠯ ᠬᠥᠲᠦᠪᠴᠢ (defualt browser)᠃ Windows ᠮᠠᠰᠢᠨ ᠳᠤ ᠴᠤ ᠬᠡᠷᠡᠭᠯᠡᠵᠦ ᠪᠣᠯᠤᠨᠠᠠ᠃ ᠬᠤᠪᠢᠯᠠᠪᠤᠷᠢ 5.1 ᠡᠴᠡ ᠳᠡᠭᠡᠭᠰᠢ ᠪᠠᠢᠬᠤ ᠱᠠᠭᠠᠷᠳᠠᠭᠳᠠᠨᠠᠠ᠃
Opera ᠪᠦᠬᠦ ᠳᠡᠯᠡᠬᠡᠢ ᠳᠦ 2.5% ᠰᠦᠯᠵᠢᠶᠡᠨ ᠬᠡᠷᠡᠭᠯᠡᠭᠴᠢ ᠬᠡᠷᠡᠭᠯᠡᠵᠦ ᠪᠠᠢᠨᠠᠠ᠃ W3C-in ᠪᠠᠷᠢᠮᠵᠢᠶᠠᠠ ᠪᠣᠯᠤᠨ Microsoft-in IE ᠬᠣᠭᠤᠷᠤᠨᠳᠤ ᠬᠡᠯᠪᠡᠯᠵᠡᠰᠡᠭᠡᠷ ᠪᠠᠢᠵᠤ ᠬᠣᠴᠤᠷᠵᠠᠢ᠃ ᠲᠠᠯᠴᠢᠷ Opera-du ᠰᠠᠢᠬᠠᠨ ᠠᠵᠢᠯᠯᠠᠬᠤ ᠦᠭᠡᠢ᠃ ᠢᠷᠡᠭᠡᠳᠦᠢ ᠶᠢᠨ ᠬᠤᠪᠢᠯᠠᠪᠤᠷᠢ ᠳᠠᠨᠢ ᠬᠦᠰᠡᠯ ᠢᠶᠡᠨ ᠲᠠᠯᠪᠢᠶᠠᠠ᠃
ᠭᠠᠷ ᠤᠳᠠᠰᠤᠨ ᠤ ᠪᠠᠢᠳᠠᠯ ᠶᠡᠬᠡ ᠮᠠᠭᠤ ᠪᠠᠢᠨᠠᠠ᠃ Android, iPhone-du ᠲᠠᠯᠴᠢᠷ ᠢ ᠰᠣᠷᠪᠤᠯᠵᠢᠯᠠᠵᠤ ᠪᠣᠯᠬᠤ ᠪᠣᠯᠪᠠᠴᠤ᠂ ᠪᠢᠴᠢᠵᠤ ᠪᠣᠯᠬᠤ ᠨᠢ ᠣᠳᠤᠬᠠᠨ ᠳᠠᠭᠠᠨ ᠵᠥᠪᠬᠡᠨ iOS5 ᠰᠠᠭᠤᠯᠭᠠᠭᠰᠠᠨ ᠮᠠᠰᠢᠨ ᠪᠣᠯᠤᠯᠲᠠᠢ᠃ ᠪᠣᠰᠤᠳ ᠬᠡᠷᠡᠭᠯᠡᠭᠴᠢ ᠵᠢᠭᠠᠬᠠᠨ ᠬᠦᠯᠢᠶᠡᠵᠦ ᠪᠠᠢᠭᠠᠷᠠᠢ᠃ ᠪᠢᠴᠢᠵᠤ ᠪᠣᠯᠬᠤ ᠡᠳᠦᠷ ᠢᠷᠡᠬᠦ ᠶᠤᠮ᠅

(ᠪᠦᠷᠢᠳᠬᠡᠯ ᠦᠨ ᠦᠨᠳᠦᠰᠦᠯᠡᠯ)

14 ᠰᠢᠭᠦᠮᠵᠢ ᠲᠡᠢ

ᠰᠢᠨᠡᠡ ᠬᠡᠷᠡᠭᠯᠡᠭᠴᠢ

ᠲᠠᠯᠴᠢᠷ
  • ᠨᠡᠪᠲᠡᠷᠡᠬᠦ
  • ᠪᠦᠷᠢᠳᠬᠡᠭᠦᠯᠬᠦ
  • ᠰᠤᠷᠪᠤᠯᠵᠢᠯᠠᠬᠤ
    • ᠳᠤᠷᠠᠠ ᠶᠢᠨ ᠬᠡᠰᠢᠭᠦᠨ
    • ᠳᠤᠷᠠᠠ ᠶᠢᠨ ᠪᠦᠯᠦᠭ